ᠬᠤᠷᠴᠢᠨ ᠲᠣᠭᠤᠷᠢᠭ ᠪᠣᠯ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠵᠡᠭᠦᠨ ᠭᠡᠰᠡᠭ᠂ | ᠰᠣᠩᠭᠠᠷᠢ ᠮᠦᠷᠡᠨ ᠬᠢᠭᠡᠳ ᠯᠢᠶᠣᠣᠾᠧ ᠭᠤᠣᠯ ᠤᠨ ᠲᠠᠯ᠎ᠠ ᠭᠠᠵᠠᠷ ᠤᠨ ᠪᠠᠷᠠᠭᠤᠨ ᠬᠦᠪᠡᠭᠡᠨ ᠳᠠᠬᠢ ᠦᠵᠡᠮᠵᠢᠳᠦ | ᠰᠠᠶᠢᠬᠠᠨ ᠬᠤᠷᠴᠢᠨ ᠤ ᠲᠠᠯ᠎ᠠ ᠨᠣᠳᠤᠭ ᠲᠤ ᠰᠠᠭᠤᠷᠢᠰᠢᠵᠦ᠂ ᠪᠦᠸᠧᠬᠠᠢ ᠲᠠᠩᠬᠢᠰ ᠤᠨ ᠠᠵᠣ ᠠᠬᠤᠢ ᠶᠢᠨ ᠬᠦᠷᠢᠶᠡᠨ | ᠳᠤ ᠣᠷᠣᠰᠢᠵᠣ᠂ ᠳᠣᠮᠳᠠᠳᠣ ᠶᠢᠨ ᠣᠮᠠᠷᠠᠳᠣ ᠣᠷᠣᠨ ᠪᠣᠯᠣᠨ ᠵᠠᠬᠦᠨ ᠬᠤᠶᠢᠳᠣ ᠣᠷᠣᠨ ᠤ ᠬᠤᠶᠠᠷ ᠶᠡᠭᠡ ᠠᠵᠣ | ᠠᠬᠤᠢ ᠶᠢᠨ ᠲᠣᠭᠤᠷᠢᠭ ᠤᠨ ᠠᠭᠤᠯᠵᠠᠭᠤᠷ ᠲᠤ ᠣᠷᠣᠰᠢᠵᠣ ᠪᠠᠶᠢᠭ᠎ᠠ ᠶᠣᠮ᠃ ᠭᠠᠵᠠᠷ ᠵᠦᠢ ᠶᠢᠨ ᠪᠠᠶᠢᠷᠢᠯᠠᠯ ᠨᠢ | ᠵᠡᠭᠦᠨ ᠤᠷᠳᠣᠷᠢᠭ ᠤᠨ 121。42'—123。02'᠂ ᠤᠮᠠᠷᠠᠳᠤ ᠦᠷᠭᠡᠷᠢᠭ ᠤᠨ 43。22'—43。58' | ᠶᠢᠨ ᠬᠤᠭᠤᠷᠣᠨᠳᠣ ᠳᠤ ᠪᠠᠶᠢᠷᠢᠰᠢᠨ᠎ᠠ᠃ ᠡᠮᠦᠨ᠎ᠡ ᠲᠠᠯ᠎ᠠ ᠪᠠᠷ ᠢᠶᠠᠨ ᠬᠤᠷᠴᠢᠨ ᠵᠠᠭᠦᠨ ᠭᠠᠷᠣᠨ ᠬᠤᠶᠢᠳᠦ | ᠬᠤᠰᠢᠭᠤ ᠯᠤᠭ᠎ᠠ ᠬᠢᠯᠢ ᠨᠡᠶᠢᠯᠡᠵᠦ᠂ ᠪᠠᠷᠠᠭᠤᠨ ᠲᠠᠯ᠎ᠠ ᠪᠠᠷ ᠢᠶᠠᠨ ᠺᠠᠶᠢᠯᠣ ᠰᠢᠶᠠᠨ ᠲᠠᠢ ᠵᠡᠷᠭᠡᠯᠡᠳᠡᠵᠦ᠂ ᠵᠡᠬᠦᠨ ᠪᠣᠯᠣᠨ | ᠬᠤᠶᠢᠨ᠎ᠠ ᠲᠠᠯ᠎ᠠ ᠪᠠᠷ ᠢᠶᠠᠨ ᠬᠤᠷᠴᠢᠨ ᠵᠠᠬᠦᠨ ᠭᠠᠷᠣᠨ ᠳᠣᠮᠳᠠᠳᠣ ᠬᠤᠰᠢᠭᠤ ᠲᠠᠢ ᠵᠠᠯᠭᠠᠯᠳᠣᠵᠣ ᠪᠠᠶᠢᠭ᠎ᠠ ᠶᠣᠮ᠃ | ᠬᠤᠷᠴᠢᠨ ᠲᠣᠭᠤᠷᠢᠭ ᠪᠣᠯ ᠲᠦᠩᠯᠢᠶᠣᠣ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠰᠠᠭᠤᠭ᠎ᠠ | ᠭᠠᠵᠠᠷ ᠪᠠᠶᠢᠵᠦ᠂ ᠲᠦᠩᠯᠢᠶᠣᠣ ᠬᠤᠳᠠ ᠶᠢᠨ ᠣᠯᠣᠰ ᠲᠦᠷᠦ᠂ ᠠᠵᠣ ᠠᠬᠤᠢ᠂ ᠰᠣᠶᠣᠯ ᠰᠣᠷᠭᠠᠨ ᠬᠦᠮᠦᠵᠢᠯ᠂ | ᠵᠠᠮ ᠬᠠᠷᠢᠯᠴᠠᠭ᠎ᠠ ᠶᠢᠨ ᠲᠦᠪ ᠪᠠᠶᠢᠵᠦ᠂ ᠵᠠᠰᠠᠭ ᠵᠠᠬᠢᠷᠭᠠᠨ ᠤ ᠨᠡᠶᠢᠳᠡ ᠬᠦᠷᠢᠶ᠎ᠡ ᠭᠡᠪᠴᠢᠶ᠎ᠡ ᠨᠡᠶᠢᠳᠡ 2821 | ᠺᠦᠸᠠᠳ᠋ ᠺᠢᠯᠤᠮᠧᠲ᠋ᠧᠷ ᠪᠠᠶᠢᠬᠤ ᠶᠣᠮ᠃ ᠬᠠᠷᠢᠶᠠᠨ ᠳᠤ 10 ᠰᠣᠮᠣ ᠪᠠᠯᠭᠠᠰᠣ᠂ 5 ᠣᠯᠣᠰ ᠤᠨ ᠦᠮᠴᠢᠯᠡᠯ ᠤᠨ | ᠲᠠᠷᠢᠶᠠᠯᠠᠩ᠂ ᠮᠠᠯᠵᠢᠯ ᠤᠨ ᠲᠠᠯᠠᠪᠠᠢ᠂ 11 ᠵᠡᠭᠡᠯᠢ ᠭᠤᠳᠣᠮᠵᠢ ᠪᠠᠶᠢᠵᠣ᠂ ᠮᠣᠩᠭᠤᠯ᠂ ᠬᠢᠳᠠᠳ᠂ ᠮᠠᠨᠵᠦ᠂ ᠬᠤᠳᠣᠩ | ᠂ ᠰᠣᠯᠣᠩᠭᠤᠰ ᠵᠡᠷᠭᠡ ᠭᠤᠴᠢᠭᠠᠳ ᠦᠨᠳᠦᠰᠦᠳᠡᠨ ᠤ 80 ᠲᠦᠮᠡᠨ ᠬᠦᠮᠦᠨ ᠠᠮᠠ ᠬᠤᠯᠢᠯᠳᠣᠨ ᠰᠠᠭᠤᠵᠦ ᠪᠠᠶᠢᠭ᠎ᠠ | ᠶᠡᠭᠡ ᠭᠡᠷ ᠪᠦᠯᠢ ᠪᠣᠯᠬᠤ ᠶᠣᠮ᠃ |