ᠡᠯ᠎ᠡ ᠰᠣᠮᠣ ᠪᠠᠯᠭᠠᠰᠣ ᠶᠢᠨ ᠠᠷᠠᠳ ᠤᠨ ᠵᠠᠰᠠᠭ ᠤᠨ ᠣᠷᠳᠤᠨ᠂ ᠤᠯᠤᠰ ᠤᠨ ᠦᠮᠴᠢᠯᠠᠯ ᠤᠨ ᠲᠠᠷᠢᠶᠠᠯᠠᠩ | ᠮᠠᠯᠵᠢᠯ ᠤᠨ ᠲᠠᠯᠠᠪᠠᠢ᠂ ᠡᠯ᠎ᠡ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ᠂ ᠲᠣᠭᠤᠷᠢᠭ ᠤᠨ ᠵᠠᠰᠠᠭ ᠤᠨ | ᠣᠷᠳᠤᠨ ᠤ ᠬᠠᠷᠢᠶ᠎ᠠ ᠲᠣᠪᠴᠢᠶ᠎ᠠ᠂ ᠰᠠᠯᠪᠤᠷᠢ᠂ ᠡᠯ᠎ᠡ ᠪᠠᠶᠢᠭᠤᠯᠭ᠎ᠠ ᠨᠢᠬᠡᠴᠢ᠄ | ᠬᠤᠷᠴᠢᠨ ᠲᠣᠭᠤᠷᠢᠭ ᠤᠨ ᠵᠠᠰᠠᠭ ᠤᠨ ᠣᠷᠳᠤᠨ ᠤ ᠨᠧᠲ ᠰᠦᠯᠵᠢᠶ᠎ᠡ ᠶᠢᠨ ᠬᠠᠮᠢᠶᠠᠷᠤᠯᠲᠠ ᠶᠢ ᠤᠯᠠᠮ ᠨᠢᠭᠡ | ᠠᠯᠬᠤᠮ ᠴᠢᠩᠭᠠᠳᠬᠠᠵᠣ᠂ ᠵᠠᠰᠠᠭ ᠤᠨ ᠶᠠᠪᠣᠳᠠᠯ ᠤᠨ ᠢᠯᠡ ᠪᠣᠯᠬᠤ ᠶᠢ ᠲᠦᠯᠬᠢᠨ ᠠᠬᠢᠭᠤᠯᠵᠣ᠂ ᠵᠠᠰᠠᠭ ᠤᠨ | ᠣᠷᠳᠤᠨ ᠤ ᠰᠦᠯᠵᠢᠶᠡᠨ ᠳᠠᠬᠢ ᠦᠢᠯᠡᠴᠢᠯᠡᠬᠦ ᠴᠢᠳᠠᠪᠣᠷᠢ ᠶᠢ ᠲᠡᠭᠡᠭᠰᠢᠯᠡᠭᠦᠯᠬᠦ ᠶᠢᠨ ᠲᠦᠯᠦᠭᠡ᠂ ᠲᠣᠰ | ᠬᠠᠮᠢᠶᠠᠷᠣᠯᠲᠠ ᠶᠢᠨ ᠠᠷᠭ᠎ᠠ ᠠᠪᠴᠢᠯ ᠢ ᠲᠣᠭᠳᠠᠭᠠᠭᠰᠠᠨ ᠪᠠᠶᠢᠨ᠎ᠠ᠃ ᠡᠳᠦᠭᠡ ︽ᠬᠤᠷᠴᠢᠨ ᠲᠣᠭᠤᠷᠢᠭ ᠤᠨ | ᠵᠠᠰᠠᠭ ᠤᠨ ᠣᠷᠳᠤᠨ ᠤ ᠨᠧᠲ ᠰᠦᠯᠵᠢᠶ᠎ᠡ ᠶᠢᠨ ᠬᠠᠮᠢᠶᠠᠷᠣᠯᠲᠠ ᠶᠢᠨ ᠠᠷᠭ᠎ᠠ ᠠᠪᠴᠢᠯ︾ ᠢ ᠲᠠᠨᠠᠷ ᠲᠤ ᠳᠠᠷᠤᠮᠠᠯᠯᠠᠨ | ᠶᠠᠪᠤᠭᠤᠯᠤᠯ᠎ᠠ᠂ ᠪᠣᠳᠠᠳᠤ ᠪᠠᠶᠢᠳᠠᠯ ᠯᠤᠭ᠎ᠠ ᠤᠶᠠᠯᠳᠤᠭᠤᠯᠤᠨ ᠬᠢᠨᠠᠮᠠᠭᠠᠢ ᠲᠣᠣᠱᠠᠯᠠᠭᠤᠯᠣᠨ ᠨᠠᠶᠢᠳᠠᠪᠤᠷᠢᠵᠢᠭᠤᠯᠬᠤ ᠶᠢ | ᠬᠦᠰᠡᠶ᠎ᠡ᠃ | | 2018 ᠣᠨ ᠤ 6 | ᠰᠠᠷ᠎ᠠ ᠶᠢᠨ 22 ᠤ ᠡᠳᠦᠷ | | ᠨᠢᠭᠡᠳᠦᠭᠡᠷ ᠪᠦᠯᠦᠭ ᠶᠡᠷᠦᠩᠬᠡᠢ ᠳᠦᠷᠢᠮ | ᠨᠢᠭᠡᠳᠦᠭᠡᠷ ᠵᠣᠷᠪᠤᠰ ︽ᠲᠦᠷᠤ ᠶᠢᠨ ᠶᠠᠪᠣᠳᠠᠯ ᠤᠨ ᠬᠤᠷᠢᠶᠠᠨ ᠤ ᠠᠯᠪᠠᠨ ᠲᠠᠩᠭᠢᠮ ᠤᠨ ᠵᠠᠰᠠᠭ ᠤᠨ | ᠣᠷᠳᠤᠨ ᠤ ᠰᠦᠯᠵᠢᠶ᠎ᠡ ᠶᠢᠨ ᠬᠦᠭᠵᠢᠯᠲᠡ ᠶᠢ ᠳᠠᠭᠠᠭᠤᠯᠬᠤ ᠲᠤᠬᠠᠢ ᠮᠡᠳᠡᠭᠳᠡᠯ︾ ᠤᠨ ᠵᠣᠷᠢᠭ ᠰᠠᠨᠠᠭ᠎ᠠ ᠶᠢ | ᠲᠣᠣᠱᠠᠯᠠᠭᠤᠯᠣᠨ ᠨᠠᠶᠢᠳᠠᠪᠦᠷᠢᠵᠢᠭᠤᠯᠵᠦ᠂ ᠵᠠᠰᠠᠭ ᠤᠨ ᠶᠠᠪᠣᠳᠠᠯ ᠤᠨ ᠰᠤᠷᠠᠭ ᠴᠢᠮᠡᠭᠡ ᠶᠢᠨ ᠡᠬᠢ ᠰᠤᠷᠪᠤᠯᠵᠢ ᠶᠢᠨ | ᠬᠠᠮᠳᠤ ᠪᠠᠷ ᠡᠳ᠋ᠯᠡᠬᠦ ᠶᠢ ᠲᠦᠯᠬᠢᠨ ᠠᠬᠢᠭᠤᠯᠵᠤ᠂ ᠵᠠᠰᠠᠭ ᠤᠨ ᠣᠷᠳᠤᠨ ᠤ ᠰᠦᠯᠵᠢᠶᠡᠨ ᠳᠠᠬᠢ ᠦᠢᠯᠡᠴᠢᠯᠡᠬᠦ | ᠴᠢᠳᠠᠪᠣᠷᠢ ᠶᠢ ᠲᠡᠭᠡᠭᠰᠢᠯᠡᠬᠦᠯᠬᠦ ᠶᠢᠨ ᠲᠦᠯᠦᠭᠡ᠂ ᠮᠠᠨ ᠤ ᠲᠣᠭᠤᠷᠢᠭ ᠤᠨ ᠪᠣᠲᠠᠲᠠᠢ ᠪᠠᠶᠢᠳᠠᠯ ᠲᠠᠢ ᠨᠡᠶᠢᠴᠡᠭᠦᠯᠦᠨ | ᠲᠣᠰ ᠠᠷᠭ᠎ᠠ ᠠᠪᠴᠢᠯ ᠢ ᠲᠤᠭᠳᠠᠭᠠᠪᠠ᠃ | ᠬᠤᠶᠠᠳᠤᠭᠠᠷ ᠵᠣᠷᠪᠤᠰ ᠬᠤᠷᠴᠢᠨ ᠲᠤᠭᠤᠷᠢᠭ ᠤᠨ ᠠᠷᠠᠳ ᠤᠨ ᠵᠠᠰᠠᠭ ᠤᠨ ᠣᠷᠳᠤᠨ ᠤ ᠡᠭᠦᠳᠡᠨ | ᠰᠦᠯᠵᠢᠶᠡᠨ ᠤ ᠭᠤᠣᠯ ᠡᠭᠦᠷᠭᠡ ᠪᠣᠯ ᠵᠠᠰᠠᠭ ᠤᠨ ᠣᠷᠳᠤᠨ ᠤ ᠴᠢᠭᠯᠡᠯᠲᠡ ᠪᠠ ᠲᠦᠷᠤ ᠶᠢᠨ ᠪᠣᠳᠤᠯᠭ᠎ᠠ ᠶᠢ | ᠤᠬᠠᠭᠤᠯᠵᠤ᠂ ᠵᠠᠰᠠᠭ ᠤᠨ ᠣᠷᠳᠤᠨ ᠤ ᠰᠣᠷᠠᠭ ᠴᠢᠮᠡᠭᠡ ᠶᠢ ᠢᠯᠡ ᠪᠣᠯᠭᠠᠵᠣ᠂ ᠶᠠᠪᠤᠳᠠᠯ ᠰᠢᠢᠳᠪᠦᠷᠢᠯᠡᠬᠦ ᠳᠤ | ᠦᠢᠯᠡᠴᠢᠯᠡᠭᠡ ᠬᠠᠩᠭᠠᠬᠤ ᠪᠣᠯᠣᠨ᠎ᠠ᠃ | ᠭᠤᠷᠪᠠᠳᠣᠭᠠᠷ ᠵᠣᠷᠪᠤᠰ ᠲᠣᠰ ᠠᠷᠭ᠎ᠠ ᠠᠪᠴᠢᠯ ᠤᠨ ᠵᠢᠭᠠᠵᠤ ᠪᠠᠶᠢᠭ᠎ᠠ ᠵᠠᠰᠠᠭ ᠤᠨ ᠣᠷᠳᠤᠨ ᠤ ᠰᠦᠯᠵᠢᠶ᠎ᠡ | ᠪᠣᠯ ᠬᠤᠷᠴᠢᠨ ᠲᠣᠭᠤᠷᠢᠭ ᠤᠨ ᠵᠠᠰᠠᠭ ᠤᠨ ᠣᠷᠳᠤᠨ ᠤ ᠡᠭᠦᠳᠡᠨ ᠰᠦᠯᠵᠢᠶ᠎ᠡ— ᠬᠤᠷᠴᠢᠨ ᠲᠤᠭᠤᠷᠢᠭ ᠤᠨ | ᠠᠷᠠᠳ ᠤᠨ ᠵᠠᠰᠠᠭ ᠤᠨ ᠣᠷᠳᠤᠨ ᠤ ᠰᠦᠯᠵᠢᠶ᠎ᠡ ︵www.keerqin.gov.cn︶᠃ | ᠬᠤᠶᠠᠳᠤᠭᠠᠷ ᠪᠦᠯᠦᠭ ᠪᠦᠳᠦᠭᠡᠨ ᠪᠠᠶᠢᠭᠤᠯᠤᠯᠲᠠ ᠶᠢᠨ ᠬᠠᠮᠢᠶᠠᠷᠤᠯᠲᠠ | ᠳᠦᠷᠪᠡᠳᠦᠭᠡᠷ ᠵᠣᠷᠪᠤᠰ ᠲᠣᠭᠤᠷᠢᠭ ᠤᠨ ᠵᠠᠰᠠᠭ ᠤᠨ ᠣᠷᠳᠤᠨ ᠤ ᠠᠯᠪᠠᠨ ᠭᠡᠷ ᠪᠤᠯ ᠵᠠᠰᠠᠭ ᠤᠨ ᠣᠷᠳᠤᠨ ᠤ | ᠲᠣᠣᠷ ᠰᠦᠯᠵᠢᠶᠡᠨ ᠤ ᠭᠤᠣᠯᠯᠠᠨ ᠡᠷᠬᠢᠯᠡᠭᠰᠡᠨ ᠪᠠᠶᠢᠭᠤᠯᠭ᠎ᠠ ᠪᠠᠶᠢᠵᠣ᠂ ᠵᠠᠰᠠᠭ ᠤᠨ ᠣᠷᠳᠤᠨ ᠤ ᠲᠣᠣᠷ | ᠰᠦᠯᠵᠢᠶᠡᠨ ᠤ ᠠᠵᠢᠯ ᠳᠤ ᠨᠢᠭᠡᠳᠦᠯᠲᠡᠢ ᠲᠦᠯᠦᠪᠯᠡᠭᠡ ᠬᠢᠨ᠎ᠡ᠃ ᠬᠤᠷᠴᠢᠨ ᠲᠣᠭᠤᠷᠢᠭ ᠤᠨ ᠰᠣᠷᠠᠭ ᠵᠠᠩᠭᠢᠴᠢᠯᠠᠯᠳᠠ | ᠶᠢ ᠲᠦᠯᠬᠢᠨ ᠠᠬᠢᠭᠤᠯᠬᠤ ᠲᠦᠪ ᠠᠴᠠ ᠳᠤᠤᠷ ᠰᠦᠯᠵᠢᠶᠡᠨ ᠤ ᠲᠠᠪᠴᠠᠩ ᠤᠨ ᠪᠦᠳᠦᠭᠡᠨ ᠪᠠᠶᠢᠭᠤᠯᠤᠯᠲᠠ ᠶᠢᠨ | ᠵᠣᠬᠢᠴᠠᠯᠲᠠ ᠶᠢ ᠪᠣᠲᠠᠲᠠᠢ ᠬᠠᠷᠢᠭᠤᠴᠠᠨ᠂ ᠲᠣᠣᠷ ᠰᠦᠯᠵᠢᠶᠡᠨ ᠳᠤ ᠬᠠᠮᠠᠭᠠᠯᠠᠯᠲᠠ ᠬᠢᠬᠦ᠂ ᠰᠣᠷᠠᠭ ᠵᠠᠩᠭᠢ ᠶᠢ | ᠬᠢᠨᠠᠬᠤ ᠪᠠ ᠡᠳᠦᠷ ᠳᠣᠲᠤᠮ ᠤᠨ ᠬᠠᠮᠢᠶᠠᠷᠤᠯᠲᠠ ᠶᠢᠨ ᠶᠠᠪᠣᠳᠠᠯ ᠤᠳ ᠢ ᠬᠠᠷᠢᠭᠤᠴᠠᠬᠤ᠂ ᠡᠯ᠎ᠡ ᠰᠠᠯᠠᠭ᠎ᠠ ᠮᠦᠴᠢᠷ ᠲᠤ | ᠮᠡᠷᠭᠡᠵᠢᠯ ᠤᠨ ᠲᠠᠯ᠎ᠠ ᠪᠠᠷ ᠲᠡᠮᠵᠢᠯᠭᠡ ᠦᠵᠡᠬᠦᠯᠬᠦ ᠵᠡᠷᠬᠡ ᠠᠵᠢᠯ ᠢ ᠬᠠᠷᠢᠭᠤᠴᠠᠨ ᠬᠦᠢᠴᠡᠳᠭᠡᠨ᠎ᠡ᠃ | ᠲᠠᠪᠤᠳᠤᠭᠠᠷ ᠵᠣᠷᠪᠣᠰ ᠵᠠᠰᠠᠭ ᠤᠨ ᠣᠷᠳᠤᠨ ᠤ ᠰᠦᠯᠵᠢᠶ᠎ᠡ ᠶᠢᠨ ᠡᠷᠴᠢᠮᠵᠢᠭᠦᠯᠦᠯᠲᠡ ᠶᠢᠨ ᠪᠦᠳᠦᠭᠡᠨ | ᠪᠠᠶᠢᠭᠤᠯᠤᠯᠲᠠ ᠶᠢ ᠲᠦᠯᠬᠢᠨ ᠠᠬᠢᠭᠤᠯᠤᠨ᠎ᠠ᠃ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠤᠨ ᠤ | ᠠᠷᠠᠳ ᠤᠨ ᠵᠠᠰᠠᠭ ᠤᠨ ᠣᠷᠳᠤᠨ ᠤ ᠠᠯᠪᠠᠨ ᠲᠠᠩᠭᠢᠮ ᠤᠨ ᠦᠨᠳᠦᠰᠦᠨ ᠱᠠᠳᠤᠨ ᠤ ᠵᠠᠰᠠᠭ ᠤᠨ ᠣᠷᠳᠤᠨ ᠤ | ᠰᠦᠯᠵᠢᠶ᠎ᠡ ᠶᠢᠨ ᠨᠢᠭᠡᠳᠦᠯᠵᠢᠭᠦᠯᠦᠨ ᠬᠠᠭᠠᠭᠠᠨ ᠵᠣᠭᠰᠣᠭᠠᠬᠤ ᠲᠤᠬᠠᠢ ᠮᠡᠳᠡᠭᠳᠡᠯ︾ ᠤᠨ ᠱᠠᠭᠠᠷᠳᠠᠯᠭ᠎ᠠ ᠶᠣᠰᠤᠭᠠᠷ | ᠬᠤᠷᠴᠢᠨ ᠲᠣᠭᠤᠷᠢᠭ ᠤᠨ ᠵᠠᠰᠠᠭ ᠤᠨ ᠣᠷᠳᠣᠨ ᠬᠢᠭᠡᠳᠡᠯᠡ ᠰᠤᠮᠤ ︵ᠡᠯ᠎ᠡ ᠭᠤᠳᠤᠮᠵᠢ ᠶᠢᠨ ᠬᠡᠷᠡᠭ ᠡᠷᠬᠢᠯᠡᠬᠦ | ᠭᠠᠵᠠᠷ︶ ᠨᠢᠭᠡᠨᠲᠡ ᠵᠣᠭᠰᠣᠭᠠᠨ ᠬᠠᠭᠠᠬᠤ ᠠᠵᠢᠯ ᠢ ᠪᠡᠶᠡᠯᠡᠭᠦᠯᠵᠦ᠂ ᠳᠠᠬᠢᠨ ᠦᠪᠡᠷᠳᠡᠭᠡᠨ ᠪᠠᠶᠢᠭᠤᠯᠭ᠎ᠠ ᠶᠢᠨ | ᠰᠦᠯᠵᠢᠶ᠎ᠡ ᠶᠢ ᠪᠦᠳᠦᠭᠡᠨ ᠪᠠᠶᠢᠭᠤᠯᠬᠤ ᠦᠭᠡᠢ᠂ ᠰᠣᠷᠠᠭ ᠵᠠᠩᠭᠢ ᠶᠢᠨ ᠦᠢᠯᠡᠴᠢᠯᠡᠭᠡ ᠶᠢᠨ ᠠᠭᠤᠯᠭ᠎ᠠ ᠶᠢ ᠨᠢᠭᠡᠳᠦᠯ | ᠲᠠᠢ ᠬᠤᠷᠴᠢᠨ ᠲᠣᠭᠤᠷᠢᠭ ᠤᠨ ᠵᠠᠰᠠᠭ ᠤᠨ ᠣᠷᠳᠤᠨ ᠤ ᠰᠦᠯᠵᠢᠶᠠᠨ ᠳᠤ ᠰᠢᠯᠵᠢᠭᠦᠯᠦᠨ᠎ᠡ᠃ | ᠵᠢᠷᠭᠤᠳᠤᠭᠠᠷ ᠵᠣᠷᠪᠣᠰ ᠵᠠᠰᠠᠭ ᠤᠨᠣᠷᠳᠤᠨ ᠤ ᠰᠦᠯᠵᠢᠶ᠎ᠡ ᠶᠢᠨ ᠡᠬᠢ ᠰᠣᠷᠪᠤᠯᠵᠢ ᠶᠢ ᠨᠢᠭᠡᠳᠭᠡᠬᠦ ᠶᠢ | ᠴᠢᠩᠭᠠᠳᠬᠠᠨ᠎ᠠ᠃ ᠬᠤᠷᠴᠢᠨ ᠲᠤᠭᠤᠷᠢᠭ ᠤᠨ ᠡᠯ᠎ᠡ ᠰᠠᠯᠠᠭ᠎ᠠ ᠮᠦᠴᠢᠷ ᠢᠳᠡᠪᠬᠢᠲᠡᠢ ᠪᠠᠷ ᠵᠠᠰᠠᠭ ᠤᠨ ᠣᠷᠳᠤᠨ ᠤ | ᠰᠦᠯᠵᠢᠶᠡᠨ ᠳᠠᠬᠢ ᠬᠠᠷᠠᠭᠠᠯᠵᠠᠭᠰᠠᠨ ᠪᠣᠯᠣᠩ᠂ ᠶᠠᠪᠣᠳᠠᠯ ᠰᠢᠢᠳᠪᠦᠷᠢᠯᠡᠬᠦ ᠦᠢᠯᠡᠴᠢᠯᠡᠭᠡ᠂ ᠴᠢᠮᠡᠭᠡ ᠵᠠᠩᠭᠢ ᠶᠢᠨ | ᠢᠯᠡᠴᠢᠯᠡᠯᠳᠡ ᠵᠡᠷᠭᠡ ᠳᠤ ᠠᠭᠤᠯᠭ᠎ᠠ ᠬᠠᠩᠭᠠᠵᠤ᠂ ᠬᠦᠴᠦᠨ ᠴᠢᠳᠠᠯ ᠢᠶᠠᠨ ᠲᠦᠪᠯᠡᠷᠡᠭᠦᠯᠦᠨ ᠬᠤᠷᠴᠢᠨ ᠲᠣᠭᠤᠷᠢᠭ | ᠤᠨ ᠵᠠᠰᠠᠭ ᠤᠨ ᠣᠷᠳᠤᠨ ᠤ ᠰᠦᠯᠵᠢᠶᠡᠨ ᠤ ᠲᠡᠭᠦᠯᠳᠡᠷᠵᠢᠯ ᠪᠠ ᠠᠭᠤᠯᠭ᠎ᠠ ᠶᠢᠨ ᠪᠠᠳᠣᠯᠠᠭ᠎ᠠ ᠶᠢᠨ ᠠᠵᠢᠯ ᠢ ᠰᠠᠶᠢᠳᠣᠷ | ᠬᠢᠬᠦ ᠬᠡᠷᠡᠭᠲᠡᠢ᠃ | ᠭᠤᠷᠪᠠᠳᠣᠭᠠᠷ ᠪᠦᠯᠦᠭ ᠴᠢᠮᠡᠭᠡ ᠵᠠᠩᠭᠢ ᠶᠢᠨ ᠨᠡᠶᠢᠳᠡᠯᠡᠯ | ᠲᠣᠯᠤᠳᠤᠭᠠᠷ ᠵᠣᠷᠪᠤᠰ ᠡᠷᠬᠡ ᠰᠦᠷᠲᠦ ᠴᠢᠮᠡᠭᠡ ᠵᠠᠩᠭᠢ ᠶᠢ ᠴᠠᠭ ᠲᠤᠬᠠᠢ ᠳᠤᠨᠢ ᠣᠨᠤᠪᠴᠢᠲᠠᠢ ᠪᠠᠷ ᠵᠠᠷᠯᠠᠬᠤ | ᠬᠡᠷᠡᠭᠲᠡᠢ᠃ ᠵᠠᠰᠠᠭ ᠤᠨ ᠣᠷᠳᠤᠨ ᠤ ᠰᠦᠯᠵᠢᠶᠡᠨ ᠤ ᠪᠣᠳᠠᠲᠠᠢ ᠴᠢᠳᠠᠮᠵᠢ ᠨᠢ ᠮᠡᠳᠡᠭᠡ ᠵᠠᠩᠭᠢ ᠵᠠᠷᠯᠠᠬᠤ᠂ ᠲᠤᠰᠬᠠᠯ ᠢ | ᠵᠠᠳᠠᠯᠬᠤ᠂ ᠶᠠᠪᠤᠳᠠᠯ ᠰᠢᠢᠳᠪᠦᠷᠢᠯᠡᠬᠦ ᠦᠢᠯᠡᠴᠢᠯᠡᠭᠡ ᠬᠢᠬᠦ᠂ ᠬᠠᠷᠢᠯᠴᠠᠨ ᠴᠢᠮᠡᠭᠡ ᠵᠠᠩᠬᠢ ᠰᠣᠯᠢᠯᠴᠠᠬᠤ ᠵᠡᠷᠭᠡ | ᠲᠡᠯ᠎ᠡ ᠶᠢ ᠪᠠᠭᠲᠠᠭᠠᠨ᠎ᠠ᠃ ᠡᠯ᠎ᠡ ᠰᠠᠯᠠᠭ᠎ᠠ ᠮᠦᠴᠢᠷ ︵ᠪᠠᠶᠢᠭᠤᠯᠭ᠎ᠠ︶ ᠠᠴᠠ ᠵᠠᠰᠠᠭ ᠤᠨ ᠣᠷᠳᠤᠨ ᠤ ᠰᠦᠯᠵᠢᠶᠡᠨ ᠤ | ᠴᠢᠮᠡᠭᠡ ᠵᠠᠩᠭᠢ ᠶᠢᠨ ᠢᠯᠡᠴᠢᠯᠡᠯᠳᠡ ᠶᠢᠨ ᠲᠡᠪᠴᠡᠭ ᠤᠨ ᠴᠢᠳᠠᠮᠵᠢ ᠶᠢ ᠢᠳᠡᠪᠬᠢᠲᠠᠢ ᠪᠠᠳᠠᠷᠠᠭᠤᠯᠵᠤ᠂ ᠴᠠᠭ ᠲᠤᠬᠠᠢ | ᠳᠤᠨᠢ ᠣᠨᠤᠪᠴᠢᠲᠠᠢ ᠪᠠᠷ ᠴᠢᠬᠤᠯᠠ ᠬᠤᠷᠠᠯ ᠪᠠ ᠴᠢᠬᠤᠯᠠ ᠬᠦᠳᠡᠯᠭᠡᠭᠡᠨ᠂ ᠴᠢᠬᠤᠯᠠ ᠰᠢᠢᠳᠪᠦᠷᠢᠲᠦ ᠪᠣᠳᠤᠯᠭ᠎ᠠ ᠶᠢ | ᠨᠡᠶᠢᠳᠡᠯᠡᠨ᠎ᠡ᠃ | ᠨᠠᠢᠮᠠᠳᠤᠭᠠᠷ ᠵᠣᠷᠪᠤᠰ ᠴᠢᠮᠡᠭᠡ ᠵᠠᠩᠭᠢ ᠶᠢ ᠨᠡᠶᠢᠳᠡᠯᠡᠬᠦ ᠪᠠ ᠬᠢᠨᠠᠬᠤ ᠲᠣᠭᠲᠠᠯᠴᠠᠭ᠎ᠠ ᠶᠢ ᠪᠠᠶᠢᠭᠤᠯᠣᠨ᠎ᠠ᠃ | ᠡᠯ᠎ᠡ ᠰᠠᠯᠠᠭ᠎ᠠ ᠮᠦᠴᠢᠷ ︵ᠪᠠᠶᠢᠭᠤᠯᠭ᠎ᠠ︶ ᠠᠴᠠ ᠴᠢᠮᠡᠭᠡ ᠵᠠᠩᠭᠢ ᠶᠢ ᠨᠡᠶᠢᠳᠡᠯᠡᠬᠦ ᠪᠣᠯᠣᠨ ᠬᠢᠨᠠᠬᠤ ᠲᠣᠭᠲᠠᠯᠴᠠᠭ᠎ᠠ ᠶᠢ | ᠪᠠᠶᠢᠭᠤᠯᠵᠤ᠂ ᠴᠢᠮᠡᠭᠡ ᠵᠠᠩᠭᠢ ᠨᠡᠶᠢᠳᠡᠯᠡᠬᠦ ᠣᠳᠣᠷᠢᠳᠬᠤ ᠪᠠᠭ ᠢ ᠪᠠᠶᠢᠭᠤᠯᠵᠤ᠂ ︽ᠬᠡᠨ ᠨᠡᠶᠢᠳᠡᠯᠡᠪᠡᠯ ᠬᠡᠨ ᠬᠢᠨᠠᠨ | ᠬᠠᠷᠢᠭᠤᠴᠠᠬᠤ︾ ᠵᠠᠷᠴᠢᠮ ᠢ ᠵᠢᠷᠦᠮᠯᠡᠨ᠂ ᠬᠠᠷᠢᠴᠠᠭᠤᠯᠭ᠎ᠠ ᠶᠢ ᠢᠯᠡᠷᠬᠡᠢ ᠪᠣᠯᠭᠠᠨ ᠴᠢᠮᠡᠭᠡ ᠵᠠᠩᠭᠢ ᠶᠢᠨ ᠦᠨᠡᠨ | ᠪᠣᠳᠠᠳᠣ ᠴᠢᠨᠡᠷ ᠪᠣᠯᠣᠨ ᠣᠨᠣᠪᠴᠢᠳᠣ ᠴᠢᠨᠠᠷ ᠢ ᠪᠠᠳᠣᠯᠠᠬᠤ ᠬᠡᠷᠡᠭᠳᠡᠢ᠃ | ᠶᠢᠰᠦᠳᠦᠭᠡᠷ ᠵᠣᠷᠪᠤᠰ ᠴᠢᠮᠡᠭᠡ ᠵᠠᠩᠭᠢ ᠶᠢᠨ ᠠᠭᠤᠯᠭ᠎ᠠ ᠶᠢ ᠴᠢᠩᠭ᠎ᠠ ᠬᠢᠨᠠᠬᠤ ᠬᠡᠷᠡᠭᠲᠡᠢ᠃ ᠰᠦᠯᠵᠢᠶᠡᠨ ᠳᠣᠮᠳᠠ | ᠪᠣᠷᠤᠭᠤ ᠦᠰᠦᠭ ᠪᠠ ᠨᠢᠭᠤᠴᠠ ᠳᠤ ᠬᠠᠯᠳᠠᠭᠰᠠᠨ ᠮᠡᠳᠡᠭᠡ ᠵᠠᠩᠭᠢ ᠪᠠᠶᠢᠬᠤ ᠶᠢ ᠴᠡᠭᠡᠷᠯᠡᠵᠦ᠂ ᠬᠤᠪᠢ ᠬᠦᠮᠦᠨ ᠤ | ᠨᠢᠭᠤᠴᠠ ᠪᠠ ᠬᠤᠳᠠᠯᠳᠤᠭᠠᠨ ᠤ ᠨᠢᠭᠤᠴᠠ ᠶᠢ ᠵᠠᠳᠠᠷᠠᠭᠤᠯᠬᠤ ᠶᠢ ᠴᠡᠭᠡᠷᠯᠡᠨ᠂ ᠪᠣᠰᠤᠳ ᠰᠦᠯᠵᠢᠶ᠎ᠡ᠂ ᠦᠷᠳᠡᠭᠡᠨ ᠤ | ᠴᠢᠮᠡᠭᠡ ᠵᠠᠩᠭᠢ ᠶᠢ ᠲᠠᠮᠵᠢᠭᠤᠯᠣᠨ ᠨᠡᠶᠢᠳᠡᠯᠡᠬᠦ ᠳᠤ ᠨᠢᠭᠤᠴᠠ ᠬᠠᠮᠠᠭᠠᠯᠠᠨ ᠬᠢᠨᠠᠬᠤ ᠶᠠᠪᠣᠴᠠ ᠶᠢ ᠵᠢᠷᠦᠮᠯᠡᠨ᠂ ᠴᠢᠮᠡᠭᠡ | ᠵᠠᠩᠭᠢ ᠶᠢᠨ ᠢᠷᠡᠯᠲᠡ ᠶᠢ ᠲᠣᠳᠤᠷᠬᠠᠶᠢᠯᠠᠬᠤ ᠬᠡᠷᠡᠭᠲᠡᠢ᠃ ᠰᠡᠷᠬᠡᠭ ᠠᠰᠠᠭᠤᠳᠠᠯ ᠪᠣᠯᠣᠨ ᠨᠢᠭᠤᠴᠠ ᠳᠤ ᠬᠤᠯᠪᠤᠭᠳᠠᠬᠤ | ᠬᠡᠮᠵᠢᠶ᠎ᠡ ᠶᠢ ᠪᠠᠳᠣᠯᠠᠵᠤ ᠴᠢᠳᠠᠬᠤ ᠦᠭᠡᠢ ᠦᠶ᠎ᠡ ᠳᠤ ᠬᠠᠮᠢᠶ᠎ᠠ ᠪᠦᠬᠦᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠪᠠ | ᠨᠢᠭᠤᠴᠠ ᠶᠢ ᠬᠠᠮᠠᠭᠠᠯᠠᠬᠤ ᠰᠠᠯᠠᠭ᠎ᠠ ᠮᠦᠴᠢᠷ ᠲᠤ ᠮᠡᠳᠡᠭᠳᠡᠨ ᠲᠤᠭᠲᠠᠭᠠᠨ᠎ᠠ᠃ | ᠠᠷᠪᠠᠳᠤᠭᠠᠷ ᠵᠣᠷᠪᠤᠰ ᠴᠢᠮᠡᠭᠡ ᠵᠠᠩᠭᠢ ᠶᠢᠨ ᠨᠡᠶᠢᠳᠡᠯᠡᠬᠦ ᠠᠵᠢᠯ ᠢ ᠲᠤᠭᠲᠠᠭᠰᠠᠨ ᠬᠦᠮᠦᠨ ᠠᠴᠠ ᠬᠠᠷᠢᠭᠤᠴᠠᠨ | ᠬᠠᠮᠢᠶᠠᠷᠣᠨ᠎ᠠ᠃ ᠡᠯ᠎ᠡ ᠰᠠᠯᠠᠭ᠎ᠠ ᠮᠦᠴᠢᠷ ︵ᠪᠠᠶᠢᠭᠤᠯᠭ᠎ᠠ︶ ᠠᠴᠠ ᠲᠤᠰᠬᠠᠢ ᠬᠦᠮᠦᠨ ᠲᠣᠭᠲᠠᠭᠠᠨ᠂ ᠵᠠᠰᠠᠭ ᠤᠨ | ᠣᠷᠳᠤᠨ ᠤ ᠰᠦᠯᠵᠢᠶᠡᠨ ᠳᠠᠬᠢ ᠰᠢᠨᠡᠴᠢᠯᠡᠬᠦ᠂ ᠨᠡᠶᠢᠳᠡᠯᠡᠬᠦ ᠠᠵᠢᠯ ᠢ ᠬᠠᠷᠢᠭᠤᠴᠠᠨ᠂ ᠴᠢᠮᠡᠭᠡ ᠵᠠᠩᠭᠢ ᠶᠢᠨ ᠬᠡᠮᠵᠢᠶ᠎ᠡ | ᠪᠠ ᠰᠢᠨᠡᠴᠢᠯᠡᠬᠦ ᠬᠤᠷᠳᠤᠴᠠ ᠶᠢ ᠬᠠᠷᠢᠭᠤᠴᠠᠨ᠎ᠠ᠃ ᠵᠠᠰᠠᠭ ᠤᠨ ᠣᠷᠳᠤᠨ ᠠᠴᠠ ᠭᠠᠳᠠᠨᠠᠬᠢ ᠵᠠᠩᠭᠢᠴᠢ ᠠᠴᠠ | ᠰᠦᠯᠵᠢᠶᠡᠨ ᠳᠤ ᠮᠡᠳᠡᠭᠡ ᠵᠠᠩᠭᠢ ᠨᠡᠶᠢᠳᠡᠯᠡᠬᠦ ᠶᠢ ᠡᠷᠡᠰ ᠴᠠᠭᠠᠵᠠᠯᠠᠨ᠎ᠠ᠃ | ᠠᠷᠪᠠᠨ ᠨᠢᠭᠡᠳᠦᠭᠡᠷ ᠵᠣᠷᠪᠤᠰ ᠡᠯ᠎ᠡ ᠰᠠᠯᠠᠭ᠎ᠠ ᠮᠦᠴᠢᠷ ︵ᠪᠠᠶᠢᠭᠤᠯᠭ᠎ᠠ︶ ᠶᠢᠨ ᠨᠡᠶᠢᠳᠡᠯᠡᠭᠰᠡᠨ ᠴᠢᠮᠡᠭᠡ | ᠵᠠᠩᠭᠢ ᠡᠷᠬᠡᠪᠰᠢ ᠳᠣᠭᠳᠠᠭᠰᠠᠨ ᠱᠠᠭᠠᠷᠳᠠᠯᠭ᠎ᠠ ᠳᠤ ᠨᠡᠶᠢᠴᠡᠬᠦ ᠬᠡᠷᠡᠭᠲᠡᠢ᠃ ᠨᠢᠭᠡᠳᠦᠯᠲᠠᠢ ᠳᠦᠷᠢᠮᠵᠢᠭᠰᠡᠨ ᠲᠤᠳᠤᠷᠬᠠᠢ | ᠢᠷᠡᠯᠲᠡ ᠲᠠᠢ ᠪᠠᠶᠢᠵᠤ᠂ ᠵᠠᠩᠭᠢᠴᠢᠯᠡᠯᠲᠡ ᠶᠢᠨ ᠲᠦᠯᠬᠢᠨ ᠠᠬᠢᠭᠤᠯᠬᠤ ᠲᠦᠪ ᠤᠨ ᠲᠣᠰᠬᠠᠢ ᠬᠦᠮᠦᠨ ᠤ ᠨᠢᠭᠡᠳᠡᠬᠢ | ᠤᠳᠠᠭ᠎ᠠ ᠳᠤ ᠦᠩᠭᠡᠷᠡᠬᠦ ᠶᠢ ᠪᠠᠳᠤᠯᠠᠨ᠎ᠠ᠃ | ᠳᠦᠷᠪᠡᠳᠦᠭᠡᠷ ᠪᠦᠯᠦᠭ ᠬᠢᠨᠠᠨ ᠬᠠᠮᠢᠶᠠᠷᠴᠦ ᠰᠢᠯᠭᠠᠨ ᠪᠠᠶᠢᠴᠠᠭᠠᠬᠤ | ᠠᠷᠪᠠᠨ ᠬᠤᠶᠠᠳᠤᠭᠠᠷ ᠵᠤᠷᠪᠤᠰ ᠵᠠᠰᠠᠭ ᠤᠨ ᠣᠷᠳᠤᠨ ᠤ ᠠᠯᠪᠠᠨ ᠭᠡᠷ ᠠᠴᠠ ᠵᠠᠩᠭᠢᠴᠢᠯᠠᠯᠲᠠ ᠶᠢᠨ ᠲᠦᠯᠬᠢᠨ | ᠠᠬᠢᠭᠤᠯᠬᠤ ᠲᠦᠪ ᠲᠠᠢ ᠬᠠᠮᠳᠤ ᠪᠠᠷ ᠡᠯ᠎ᠡ ᠰᠠᠯᠠᠭ᠎ᠠ ᠮᠦᠴᠢᠷ ᠤᠨ ᠴᠢᠮᠡᠭᠡ ᠵᠠᠩᠭᠢ ᠨᠡᠶᠢᠳᠡᠯᠡᠬᠦ ᠪᠠᠶᠢᠳᠠᠯ ᠳᠤ ᠨᠢᠭᠡ | ᠤᠯᠠᠷᠢᠯ ᠨᠢᠭᠡ ᠤᠳᠠᠭ᠎ᠠ ᠵᠠᠷᠯᠠᠨ ᠮᠡᠳᠡᠭᠡᠯᠡᠵᠦ᠂ ᠴᠢᠮᠡᠭᠡ ᠵᠠᠩᠭᠢ ᠨᠡᠶᠢᠳᠡᠯᠡᠭᠰᠡᠨ ᠬᠡᠮᠵᠢᠶ᠎ᠡ ᠳᠤ ᠦᠨᠳᠦᠰᠦᠯᠡᠨ | ᠳ᠋ᠤᠭᠠᠷᠯᠠᠵᠤ᠂ ᠳᠣᠣᠷᠠᠬᠢ ᠬᠡᠳᠦᠨ ᠲᠠᠯ᠎ᠠ ᠢᠯᠡᠷᠡᠭᠰᠡᠨ ᠪᠠᠶᠢᠪᠠᠯ ᠭᠤᠣᠯᠳᠠᠯᠭ᠎ᠠ ᠲᠠᠢ ᠵᠠᠷᠯᠠᠨ ᠮᠡᠳᠡᠭᠡᠯᠡᠨ᠎ᠡ᠃ | 1. ᠬᠠᠷᠢᠭᠤᠴᠠᠭᠰᠠᠨ ᠰᠦᠯᠵᠢᠶᠡᠨ ᠤ ᠪᠤᠯᠤᠩ ᠢᠶᠠᠨ ᠴᠠᠭ ᠲᠤᠬᠠᠢ ᠳᠤᠨᠢ ᠰᠢᠨᠡᠴᠢᠯᠡᠭᠰᠡᠨ ᠦᠭᠡᠢ᠃ | 2. ᠳᠠᠮᠵᠢᠭᠤᠯᠤᠭᠰᠠᠨ ᠴᠢᠮᠡᠭᠡ ᠵᠠᠩᠭᠢ ᠶᠢᠨ ᠠᠭᠤᠯᠭ᠎ᠠ ᠨᠢ ᠠᠰᠠᠭᠤᠳᠠᠯ ᠣᠷᠤᠰᠢᠵᠤ᠂ ᠦᠨᠡᠨ ᠪᠣᠲᠠᠲᠠᠢ | ᠴᠢᠨᠠᠷ ᠲᠤᠲᠠᠭᠳᠠᠬᠤ ᠪᠤᠶᠤ ᠨᠢᠭᠤᠴᠠ ᠶᠢ ᠵᠠᠳᠠᠷᠠᠭᠤᠯᠵᠤ᠂ ᠰᠦᠯᠵᠢᠶᠡᠨ ᠤ ᠦᠷᠳᠡᠭᠡᠨ ᠳᠤ ᠰᠠᠶᠢᠨ ᠪᠣᠰᠤ ᠨᠦᠯᠦᠭᠡ | ᠤᠴᠠᠷᠠᠭᠤᠯᠤᠭᠰᠠᠨ ᠪᠠᠶᠢᠬᠤ᠃ | ᠠᠷᠪᠠᠨ ᠭᠤᠷᠪᠠᠳᠤᠭᠠᠷ ᠵᠤᠷᠪᠤᠰ ᠵᠢᠯ ᠪᠦᠷᠢ ᠶᠢᠨ 12 ᠰᠠᠷ᠎ᠠ ᠶᠢᠨ ᠰᠡᠭᠦᠯᠴᠢ ᠳᠤ ᠡᠯ᠎ᠡ ᠰᠠᠯᠠᠭ᠎ᠠ ᠮᠦᠴᠢᠷ ︵ | ᠪᠠᠶᠢᠭᠤᠯᠭ᠎ᠠ︶ ᠶᠢᠨ ᠵᠠᠰᠠᠭ ᠤᠨ ᠣᠷᠳᠤᠨ ᠤ ᠰᠦᠯᠵᠢᠶᠡᠨ ᠳᠠᠬᠢ ᠨᠡᠶᠢᠳᠡᠯᠡᠭᠰᠡᠨ ᠴᠢᠮᠡᠭᠡ ᠵᠠᠩᠭᠢ ᠶᠢᠨ ᠲᠤᠭ᠎ᠠ | ᠬᠡᠮᠵᠢᠶ᠎ᠡ ᠳᠤ ᠪᠦᠷᠢᠳᠭᠡᠯ ᠬᠢᠵᠦ᠂ ᠴᠢᠮᠡᠭᠡ ᠵᠠᠩᠭᠢ ᠨᠡᠶᠢᠳᠡᠯᠡᠭᠰᠡᠨ ᠬᠡᠮᠵᠢᠶ᠎ᠡ ᠪᠠᠷ ᠪᠠᠷᠢᠮᠵᠢᠶ᠎ᠡ ᠪᠣᠯᠭᠠᠨ ᠳ᠋ᠤᠭᠠᠷᠯᠠᠯ | ᠬᠢᠵᠦ᠂ ᠮᠦᠨ ᠳ᠋ᠤᠭᠠᠷᠯᠠᠯ ᠤᠨ ᠦᠷ᠎ᠡ ᠳ᠋ᠦᠩ ᠢ ᠪᠦᠬᠦ ᠵᠢᠯ ᠤᠨ ᠵᠠᠰᠠᠭ ᠤᠨ ᠶᠠᠪᠤᠳᠠᠯ ᠤᠨ ᠢᠯᠡᠴᠢᠯᠡᠭᠰᠡᠨ ᠬᠢᠨᠠᠨ | ᠰᠢᠯᠭᠠᠬᠤ ᠳᠣᠭᠲᠠᠯᠴᠠᠭ᠎ᠠ ᠳᠤ ᠣᠷᠤᠭᠤᠯᠤᠨ᠎ᠠ᠃ | ᠲᠠᠪᠤᠳᠤᠭᠠᠷ ᠪᠦᠯᠦᠭ ᠬᠠᠪᠰᠤᠷᠭᠠᠭᠰᠠᠨ ᠲᠦᠷᠢᠮ | ᠠᠷᠪᠠᠨ ᠳᠦᠷᠪᠡᠳᠦᠭᠡᠷ ᠵᠤᠷᠪᠤᠰ ᠲᠣᠰ ᠠᠷᠭ᠎ᠠ ᠠᠪᠴᠢᠯ ᠢ ᠬᠤᠷᠴᠢᠨ ᠲᠤᠭᠤᠷᠢᠭ ᠤᠨ ᠵᠠᠩᠭᠢᠴᠢᠯᠠᠯᠲᠠ ᠶᠢᠨ | ᠲᠦᠯᠬᠢᠨ ᠠᠬᠢᠭᠤᠯᠬᠤ ᠲᠦᠪ ᠠᠴᠠ ᠬᠠᠷᠢᠭᠤᠴᠠᠨ ᠲᠠᠶᠢᠯᠪᠤᠷᠢᠯᠠᠨ᠎ᠠ᠃ | ᠠᠷᠪᠠᠨ ᠲᠠᠪᠤᠳᠤᠭᠠᠷ ᠵᠤᠷᠪᠤᠰ ᠲᠤᠰ ᠠᠷᠭ᠎ᠠ ᠠᠪᠴᠢᠯ ᠢ ᠬᠡᠪᠯᠡᠭᠰᠡᠨ ᠡᠳᠦᠷ ᠠᠴᠠ ᠡᠬᠢᠯᠡᠨ | ᠬᠡᠷᠡᠭᠵᠢᠭᠦᠯᠦᠨ᠎ᠡ᠃ | |