2019 ᠣᠨ ᠳᠤ᠂ ᠬᠤᠷᠴᠢᠨ ᠲᠣᠭᠤᠷᠢᠭ ᠨᠡᠶᠢᠭᠡᠮ ᠤᠨ ᠠᠩᠬᠠᠷᠤᠯ ᠳᠤ ᠢᠳᠡᠪᠬᠢᠲᠡᠢ ᠬᠠᠷᠢᠭᠤᠯᠲᠠ ᠥᠭᠴᠦ᠂ | ᠪᠠᠭᠰᠢ ᠶᠢᠨ ᠶᠣᠰᠣ ᠰᠤᠷᠲᠠᠬᠤᠨ᠂ ᠤᠪᠤᠷ ᠰᠤᠷᠲᠠᠯ ᠤᠨ ᠪᠠᠶᠢᠭᠤᠯᠤᠯᠲᠠ ᠶᠢᠨ ᠣᠨ ᠢᠶᠠᠷ ᠠᠵᠠ ᠲᠣᠬᠢᠶᠠᠯ ᠪᠣᠯᠭᠠᠵᠤ᠂ | ︽ᠬᠤᠷᠴᠢᠨ ᠲᠣᠭᠤᠷᠢᠭ ᠤᠨ ᠰᠢᠨ᠎ᠡ ᠴᠠᠭ ᠦᠶ᠎ᠡ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠶᠣᠰᠣ | ᠰᠤᠷᠲᠠᠬᠤᠨ ᠪᠠᠭᠰᠢ ᠶᠢᠨ ᠰᠤᠷᠲᠠᠯ ᠤᠨ ᠪᠠᠶᠢᠭᠤᠯᠤᠯᠲᠠ ᠶᠢ ᠴᠢᠩᠭᠠᠳᠬᠠᠬᠤ ᠲᠤᠬᠠᠶ ᠬᠡᠷᠡᠭᠵᠢᠭᠦᠯᠬᠦ ᠰᠠᠨᠠᠯ︾ ᠪᠣᠯᠤᠨ | ︽ᠬᠤᠷᠴᠢᠨ ᠲᠣᠭᠤᠷᠢᠭ ᠤᠨ ᠳᠤᠮᠳᠠᠳᠤ ᠪᠠᠭ᠎ᠠ ᠰᠤᠷᠭᠠᠭᠤᠯᠢ ᠶᠢᠨ ᠪᠠᠭᠰᠢ ᠶᠢᠨ ᠶᠣᠰᠣ ᠰᠤᠷᠲᠠᠬᠤᠨ ᠪᠠᠭᠰᠢ ᠶᠢᠨ | ᠰᠤᠷᠲᠠᠯ ᠠᠴᠠ ᠵᠥᠷᠢᠴᠡᠭᠰᠡᠨ ᠠᠵᠢᠯᠯᠠᠭ᠎ᠠ ᠶᠢ ᠰᠢᠢᠳᠪᠦᠷᠢᠯᠡᠬᠦ ᠨᠠᠷᠢᠨ ᠳᠦᠷᠢᠮ︾ ᠢ ᠨᠡᠶᠢᠲᠡᠯᠡᠪᠡ ᠃ ᠵᠢᠯ ᠤᠨ | ᠳᠣᠲᠣᠷ᠎ᠠ ᠠᠵᠢᠯ ᠳᠤ ᠪᠠᠶᠢᠭ᠎ᠠ 5 ᠪᠠᠭᠰᠢ ᠶᠢᠨ ᠰᠦᠢᠳᠬᠡᠯ ᠬᠤᠷᠢᠶᠠᠵᠤ ᠬᠢᠴᠢᠶᠡᠯ ᠨᠥᠬᠦᠭᠰᠡᠨ ︵︽ᠪᠢᠴᠢᠬᠠᠨ | ᠬᠤᠭᠤᠯᠠᠨ ᠰᠢᠷᠡᠭᠡ︾ ᠳᠤ ᠣᠷᠣᠯᠴᠠᠭᠰᠠᠨ︶ ᠬᠡᠷᠡᠭ ᠢ ᠪᠠᠶᠢᠴᠠᠭᠠᠨ ᠲᠣᠳᠣᠯᠠᠵᠤ᠂ ᠰᠠᠬᠢᠯᠭ᠎ᠠ ᠪᠠᠲᠤ ᠶᠢ | ᠵᠥᠷᠢᠴᠡᠭᠰᠡᠨ 9 ᠪᠠᠭᠰᠢ ᠳᠤ ᠰᠢᠢᠳᠬᠡᠯ ᠥᠭᠴᠦ᠂ ᠡᠭᠦᠨ ᠳᠤ 6 ᠪᠠᠭᠰᠢ ᠳᠤ ᠨᠢᠭᠡᠨᠲᠡ ᠤᠤᠯ ᠤᠨ | ᠨᠢᠭᠡᠴᠡ ᠠᠴᠠ ᠨᠢ ᠰᠢᠯᠵᠢᠭᠦᠯᠵᠦ᠂ ᠰᠠᠬᠢᠯᠭ᠎ᠠ ᠪᠠᠲᠤ ᠶᠢ ᠵᠥᠷᠢᠴᠡᠭᠰᠡᠨ 1 ᠣᠷᠣᠯᠠᠨ ᠬᠢᠴᠢᠶᠡᠯᠯᠡᠬᠦ ᠪᠠᠭᠰᠢ ᠶᠢ | ᠤᠷᠢᠵᠤ ᠬᠡᠷᠡᠭᠯᠡᠬᠦ ᠪᠠᠨ ᠪᠣᠯᠢᠵᠤ᠂ 1 ᠰᠤᠷᠭᠠᠭᠤᠯᠢ ᠶᠢᠨ ᠵᠠᠬᠢᠷᠤᠯ ᠲᠠᠢ ᠪᠣᠯᠵᠣᠨ ᠶᠠᠷᠢᠯᠴᠠᠵᠤ᠂ 4 ᠰᠤᠷᠭᠠᠭᠤᠯᠢ ᠶᠢᠨ | ᠵᠠᠬᠢᠷᠤᠯ᠂ 1 ᠨᠠᠮ ᠤᠨ ᠡᠭᠦᠷ ᠤᠨ ᠱᠦᠵᠢ ᠲᠠᠢ ᠰᠡᠷᠡᠮᠵᠢᠯᠡᠭᠦᠯᠦᠨ ᠶᠠᠷᠢᠯᠴᠠᠵᠤ᠂ 3 ᠨᠠᠮ ᠤᠨ ᠡᠭᠦᠷ ᠤᠨ ᠳᠡᠳ᠋ | ᠱᠦᠵᠢ ᠳᠤ ᠨᠠᠮ ᠤᠨ ᠳᠣᠲᠣᠭᠠᠳᠤ ᠳᠤ ᠳᠣᠩᠭᠤᠳᠬᠤ ᠰᠢᠢᠳᠬᠡᠯ ᠥᠭᠪᠡ᠃ ᠴᠢᠩᠭ᠎ᠠ ᠵᠠᠰᠠᠯᠲᠠ ᠪᠠᠷ ᠳᠠᠮᠵᠢᠨ᠂ | ᠣᠯᠠᠨ ᠲᠦᠮᠡᠨ ᠤ ᠵᠠᠬᠢᠳᠠᠯ ᠰᠤᠷᠪᠤᠯᠵᠢᠯᠠᠭ᠎ᠠ ᠪᠠᠷ ᠢᠯᠡᠴᠢᠯᠡᠨ ᠮᠡᠳᠡᠭᠦᠯᠦᠭᠰᠡᠨ ᠲᠤᠭ᠎ᠠ ᠢᠯᠡᠳᠲᠡ ᠪᠠᠭᠤᠷᠠᠵᠤ᠂ | 2019 ᠤᠨ ᠤ 11 ᠰᠠᠷ᠎ᠠ ᠶᠢᠨ ᠰᠡᠭᠦᠯᠴᠢ ᠪᠣᠯᠲᠠᠯ᠎ᠠ᠂ ᠠᠵᠢᠯ ᠳᠤ ᠪᠠᠶᠢᠭ᠎ᠠ ᠪᠠᠭᠰᠢ ᠶᠢᠨ ᠲᠥᠯᠥᠪᠦᠷᠢ ᠲᠠᠢ | ᠬᠢᠴᠢᠶᠡᠯ ᠨᠥᠬᠦᠵᠦ ᠠᠩᠭᠢ ᠡᠷᠬᠢᠯᠡᠬᠦ ᠠᠰᠠᠭᠤᠳᠠᠯ ᠤᠨ ᠲᠤᠬᠠᠶ ᠢᠯᠡᠴᠢᠯᠡᠨ ᠮᠡᠳᠡᠭᠦᠯᠦᠯᠲᠡ ᠶᠢ 20 ᠬᠤᠪᠢ | ᠬᠦᠯᠢᠶᠡᠨ ᠠᠪᠴᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 41.2 % ᠢᠶᠠᠷ ᠪᠠᠭᠤᠷᠠᠪᠠ᠃ |