ᠨᠢᠭᠡ᠂ ᠲᠤᠰᠢᠶᠠᠬᠤ ᠮᠠᠲ᠋ᠧᠷᠢᠶᠠᠯ᠄ | 1. ︽ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠤᠨ ᠭᠤᠶᠤᠴᠢᠯᠠᠯ ᠤᠨ ᠬᠦᠰᠦᠨᠦᠭᠲᠦ︾ ᠶᠢ ᠲᠠᠭᠯᠠᠨ᠎ᠠ︔ | | 2. ︽ᠮᠠᠰᠢᠨ ᠲᠡᠷᠬᠡᠨ ᠤ ᠵᠢᠯᠤᠭᠤᠴᠢ ᠶᠢᠨ ᠪᠡᠶ᠎ᠡ ᠮᠠᠬᠠᠪᠤᠳ ᠤᠨ ᠨᠦᠬᠦᠴᠡᠯ ᠤᠨ ᠬᠡᠷᠡᠴᠢ︾ ᠶᠢ ᠲᠤᠰᠢᠶᠠᠨ᠎ᠠ︔ | | 3. ᠪᠡᠶ᠎ᠡ ᠶᠢᠨ ᠤᠭ ᠬᠡᠷᠡᠴᠢ ᠶᠢᠨ ᠦᠨᠡᠮᠯᠡᠯ ᠬᠢᠭᠡᠳ ᠬᠠᠭᠤᠯᠪᠤᠷᠢ ᠶᠢ ᠲᠤᠰᠢᠶᠠᠨ᠎ᠠ︔ | 4. ᠬᠢᠯᠢ ᠶᠢᠨ ᠭᠠᠳᠠᠨᠠᠬᠢ ᠵᠢᠯᠤᠭᠤᠴᠢ ᠶᠢᠨ ᠦᠨᠡᠮᠯᠡᠯ ᠤᠨ ᠡᠬᠡ ᠦᠨᠡᠮᠯᠡᠯ᠂ ᠬᠠᠭᠤᠯᠪᠤᠷᠢ ᠬᠢᠭᠡᠳ | ᠤᠷᠴᠢᠭᠤᠯᠭ᠎ᠠ ᠶᠢᠨ ᠲᠤᠪᠬᠢᠮᠠᠯ ᠢ ᠲᠤᠰᠢᠶᠠᠨ᠎ᠠ︔ | 5. ᠤᠶᠢᠷ᠎ᠠ ᠶᠢᠨ ᠬᠤᠭᠤᠴᠠᠭᠠᠨ ᠤ ᠴᠠᠭᠠᠨ ᠳᠡᠪᠢᠰᠭᠡᠷ ᠲᠠᠢ ᠨᠢᠭᠡ ᠢᠮᠠᠬᠤ ᠶᠢᠨ ᠮᠠᠯᠠᠭᠠᠢ ᠦᠭᠡᠢ ᠭᠡᠷᠡᠯ ᠵᠢᠷᠤᠭ | 4 ᠶᠢ ᠲᠤᠰᠢᠶᠠᠨ᠎ᠠ︔ | ᠬᠤᠶᠠᠷ᠂ ᠤᠨᠴᠠᠭᠠᠶᠢᠯᠠᠨ ᠰᠠᠨᠠᠭᠤᠯᠬᠤ ᠨᠢ᠄ | 1. ᠬᠢᠯᠢ ᠶᠢᠨ ᠭᠠᠳᠠᠨᠠᠬᠢ ᠵᠢᠯᠤᠭᠤᠴᠢ ᠶᠢᠨ ᠦᠨᠡᠮᠯᠡᠯ ᠢᠶᠠᠷ ᠳᠤᠮᠳᠠᠲᠤ ᠤᠯᠤᠰ ᠤᠨ ᠮᠠᠰᠢᠨ ᠲᠡᠷᠬᠡᠨ ᠤ | ᠵᠢᠯᠤᠭᠤᠴᠢ ᠶᠢᠨ ᠦᠨᠡᠮᠯᠡᠯ ᠢ ᠭᠤᠶᠤᠴᠢᠯᠠᠪᠠᠯ᠂ ᠰᠢᠯᠭᠠᠭᠤᠷᠢ ᠶᠢᠨ ᠨᠢᠭᠡ ᠶᠢ ᠰᠢᠯᠭᠠᠭᠤᠯᠤᠨ᠎ᠠ︔ | 2.A1᠂ A2᠂ B1᠂ B2 ᠳᠡᠰᠯᠡᠬᠦ ᠬᠡᠯᠪᠡᠷᠢ ᠶᠢᠨ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠢ | ᠭᠤᠶᠤᠴᠢᠯᠠᠪᠠᠯ᠂ ᠰᠢᠯᠭᠠᠭᠤᠷᠢ ᠶᠢᠨ ᠨᠢᠭᠡ ᠪᠠ ᠭᠤᠷᠪᠠ ᠶᠢ ᠰᠢᠯᠭᠠᠭᠤᠯᠤᠨ᠎ᠠ︔ | 3. ᠮᠠᠨ ᠤ ᠤᠯᠤᠰ ᠯᠤᠭ᠎ᠠ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠢ ᠬᠠᠷᠢᠯᠴᠠᠨ ᠦᠨᠡᠮᠰᠢᠬᠦ | ᠵᠦᠪᠯᠡᠯᠴᠡᠭᠡᠷ ᠲᠤᠭᠲᠠᠭᠠᠭᠰᠠᠨ ᠪᠤᠯ᠂ ᠵᠦᠪᠯᠡᠯᠴᠡᠭᠡᠷ ᠶᠤᠰᠤᠭᠠᠷ ᠬᠦᠢᠴᠡᠳᠭᠡᠨ᠎ᠡ︔ | 4. ᠡᠯᠴᠢᠨ ᠰᠠᠶᠢᠳ ᠤᠨ ᠶᠠᠮᠤᠨ᠂ ᠺᠤᠨᠰᠦ᠋ᠯ ᠬᠢᠭᠡᠳ ᠤᠯᠠᠨ ᠤᠯᠤᠰ ᠤᠨ ᠵᠤᠬᠢᠶᠠᠨ ᠪᠠᠶᠢᠭᠤᠯᠤᠯᠲᠠ ᠶᠢᠨ | ᠳᠤᠮᠳᠠᠲᠤ ᠳᠤ ᠰᠠᠭᠤᠭ᠎ᠠ ᠪᠠᠶᠢᠭᠤᠯᠤᠮᠵᠢ ᠶᠢᠨ ᠠᠵᠢᠯᠲᠠᠨ ᠳᠤ᠂ ᠭᠠᠳᠠᠭᠠᠲᠤ ᠬᠠᠷᠢᠯᠴᠠᠭᠠᠨ ᠤ ᠡᠷᠬᠡ ᠲᠡᠭᠰᠢ ᠵᠠᠷᠴᠢᠮ | ᠶᠤᠰᠤᠭᠠᠷ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠢ ᠬᠢᠨᠠᠨ ᠤᠯᠭᠤᠨ᠎ᠠ︔ | 5. ᠬᠢᠯᠢ ᠶᠢᠨ ᠭᠠᠳᠠᠨᠠᠬᠢ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠨᠢ ᠬᠢᠲᠡᠳ ᠬᠡᠯᠡ ᠪᠠᠷ ᠢᠯᠡᠳᠭᠡᠭᠰᠡᠨ | ᠦᠭᠡᠢ ᠪᠠᠶᠢᠪᠠᠯ᠂ ᠬᠢᠲᠡᠳ ᠬᠡᠯᠡᠨ ᠤ ᠤᠷᠴᠢᠭᠤᠯᠭ᠎ᠠ ᠶᠢᠨ ᠲᠤᠪᠬᠢᠮᠠᠯ ᠢ ᠭᠠᠷᠭᠠᠵᠦ ᠦᠭᠬᠦᠨ᠎ᠡ᠃ | ᠭᠤᠷᠪᠠ᠂ ᠬᠦᠢᠴᠡᠳᠭᠡᠬᠦ ᠴᠤᠪᠤᠷᠠᠯ᠄ | ᠭᠠᠷᠳᠠᠮ ᠢᠶᠠᠨ ᠪᠦᠷᠢᠳᠤᠭᠦᠯᠦᠭᠡᠳ ᠠᠰᠠᠭᠤᠵᠤ ᠯᠠᠪᠯᠠᠬᠤ ᠲᠠᠪᠴᠠᠩ ᠠᠴᠠ ᠳ᠋ᠤᠭᠠᠷ ᠠᠪᠤᠨ᠎ᠠ᠃ ᠬᠦᠯᠢᠶᠡᠬᠦ | ᠲᠤᠭᠤᠷᠢᠭ ᠲᠤ ᠬᠦᠯᠢᠶᠡᠵᠦ ᠳ᠋ᠤᠭᠠᠷ ᠢ ᠳᠠᠭᠤᠳᠠᠪᠠᠯ ᠤᠴᠢᠵᠦ ᠲᠤᠬᠠᠶᠢᠯᠠᠭᠰᠠᠨ ᠠᠵᠢᠯ ᠢ ᠭᠦᠢᠴᠡᠳᠭᠡᠨ᠎ᠠ᠃ | ᠬᠦᠯᠢᠶᠡᠨ ᠠᠪᠴᠤ ᠬᠦᠢᠴᠡᠳᠭᠡᠬᠦ ᠴᠤᠩᠬᠤ ᠨᠢ 1 — 5 ᠳ᠋ᠤᠭᠠᠷ ᠴᠤᠩᠬᠤ᠂ 6 ᠳ᠋ᠤᠭᠠᠷ ᠴᠤᠩᠬᠤ ᠳᠤ | ᠰᠦᠢᠳᠭᠡᠯ ᠲᠤᠰᠢᠶᠠᠨ᠎ᠠ᠃ | 8 ᠳ᠋ᠤᠭᠠᠷ ᠴᠤᠩᠬᠤ ᠠᠴᠠ ᠵᠢᠯᠤᠭᠤᠴᠢ ᠶᠢᠨ ᠦᠨᠡᠮᠯᠡᠯ ᠢᠶᠠᠨ ᠠᠪᠤᠨ᠎ᠠ᠃ | |