ᠲᠡᠵᠢᠭᠡᠯ ᠡᠪᠡᠰᠦ ᠲᠠᠷᠢᠬᠤ ᠮᠡᠷᠭᠡᠵᠢᠯ ᠤᠨ ᠭᠤᠣᠯᠳᠠᠯᠭ᠎ᠠ
ᠨᠡᠶᠢᠲᠡᠯᠡᠭᠰᠡᠨ ᠴᠠᠭ᠄
2025/3/7
    ᠨᠢᠭᠡ᠂ ᠪᠣᠷᠳᠣᠭᠤᠷ ᠣᠷᠣᠭᠤᠯᠬᠤ ᠲᠡᠵᠢᠭᠡᠯ ᠡᠪᠡᠰᠦᠨ ᠤ ᠤᠷᠭᠤᠯᠲᠠ ᠳᠤ ᠭᠦᠢᠴᠡᠳ ᠬᠡᠮᠵᠢᠶᠡᠨ ᠤ ᠰᠢᠮ᠎ᠡ ᠲᠡᠵᠢᠭᠡᠯ ᠬᠡᠷᠡᠭᠰᠡᠳᠡᠭ ᠲᠤᠯᠠ ᠲᠡᠵᠢᠭᠡᠯ ᠡᠪᠡᠰᠦᠨ ᠤ ᠪᠣᠷᠳᠣᠭᠤᠷ ᠬᠡᠷᠡᠭᠰᠡᠬᠦ ᠣᠨᠴᠠᠯᠢᠭ ᠪᠠ ᠬᠥᠷᠥᠰᠥᠨ ᠤ ᠰᠢᠮ᠎ᠡ ᠲᠡᠵᠢᠭᠡᠯ ᠤᠨ ᠪᠠᠶᠢᠳᠠᠯ ᠢ ᠦᠨᠳᠦᠰᠦᠯᠡᠨ ᠵᠣᠬᠢᠰᠲᠠᠢ ᠪᠣᠷᠳᠣᠭᠤᠷ ᠣᠷᠣᠭᠤᠯᠵᠤ᠂ ᠲᠡᠵᠢᠭᠡᠯ ᠡᠪᠡᠰᠦᠨ ᠤ ᠤᠷᠭᠤᠯᠲᠠ ᠶᠢᠨ ᠶᠠᠪᠤᠴᠠ ᠳᠠᠬᠢ ᠰᠢᠮ᠎ᠡ ᠲᠡᠵᠢᠭᠡᠯ ᠤᠨ ᠬᠡᠷᠡᠭᠴᠡᠭᠡ ᠶᠢ ᠬᠠᠩᠭᠠᠨ᠎ᠠ᠃ ᠬᠤᠶᠠᠷ᠂ ᠡᠪᠡᠰᠦ ᠠᠷᠢᠯᠭᠠᠭᠴᠢ ᠶᠢ ᠬᠡᠷᠡᠭᠯᠡᠬᠦ ᠲᠡᠵᠢᠭᠡᠯ ᠡᠪᠡᠰᠦᠨ ᠤ ᠤᠷᠭᠤᠯᠲᠠ ᠶᠢᠨ ᠪᠠᠶᠢᠳᠠᠯ ᠪᠠ ᠪᠤᠵᠠᠷ ᠡᠪᠡᠰᠦᠨ ᠤ ᠤᠷᠭᠤᠯᠲᠠ ᠶᠢᠨ ᠬᠡᠮᠵᠢᠶ᠎ᠡ ᠶᠢ ᠦᠨᠳᠦᠰᠦᠯᠡᠵᠦ᠂ ᠡᠪᠡᠰᠦ ᠠᠷᠢᠯᠭᠠᠭᠴᠢ ᠶᠢ ᠵᠣᠬᠢᠰᠲᠠᠢ ᠬᠡᠷᠡᠭᠯᠡᠵᠦ᠂ ᠪᠤᠵᠠᠷ ᠡᠪᠡᠰᠦᠨ ᠤ ᠤᠷᠭᠤᠯᠲᠠ ᠶᠢ ᠬᠢᠵᠠᠭᠠᠷᠯᠠᠨ᠎ᠠ᠃ ᠭᠤᠷᠪᠠ᠂ ᠲᠠᠷᠢᠶᠠᠯᠠᠬᠤ ᠠᠷᠭ᠎ᠠ ᠵᠦᠢ ᠵᠣᠬᠢᠰᠲᠠᠢ ᠲᠠᠷᠢᠶᠠᠯᠠᠬᠤ ᠠᠷᠭ᠎ᠠ ᠪᠠᠷ᠂ ᠵᠢᠱᠢᠶᠡᠯᠡᠪᠡᠯ ᠳᠤᠮᠳᠠ ᠵᠡᠷᠭᠡ ᠶᠢᠨ ᠲᠠᠷᠢᠶᠠᠯᠠᠭ᠎ᠠ᠂ ᠭᠦᠨ ᠵᠡᠷᠭᠡ ᠶᠢᠨ ᠲᠠᠷᠢᠶᠠᠯᠠᠭ᠎ᠠ ᠪᠠᠷ ᠳᠠᠮᠵᠢᠭᠤᠯᠤᠨ ᠪᠤᠵᠠᠷ ᠡᠪᠡᠰᠦᠨ ᠤ ᠤᠷᠭᠤᠯᠲᠠ ᠶᠢ ᠪᠦᠲᠦᠮᠵᠢᠲᠡᠶ ᠪᠠᠷ ᠬᠢᠵᠠᠭᠠᠷᠯᠠᠵᠤ ᠴᠢᠳᠠᠬᠤ ᠶᠢᠨ ᠬᠠᠮᠲᠤ ᠲᠡᠵᠢᠭᠡᠯ ᠡᠪᠡᠰᠦᠨ ᠤ ᠴᠢᠨᠠᠷ ᠴᠢᠨᠰᠠᠭ᠎ᠠ ᠪᠠ ᠤᠨᠠᠯᠲᠠ ᠶᠢ ᠳᠡᠭᠡᠭᠰᠢᠯᠡᠭᠦᠯᠬᠦ ᠳᠤ ᠠᠰᠢᠭᠲᠠᠢ ᠪᠠᠶᠢᠳᠠᠭ᠃ ᠳᠥᠷᠪᠡ᠂ ᠡᠪᠡᠳᠴᠢᠨ ᠬᠤᠷᠣᠬᠠᠢ ᠶᠢᠨ ᠬᠥᠨᠥᠭᠡᠯ ᠢ ᠬᠢᠨᠠᠨ ᠬᠡᠮᠵᠢᠬᠦ ᠪᠠ ᠰᠡᠷᠭᠡᠶᠢᠯᠡᠨ ᠵᠠᠰᠠᠬᠤ ᠡᠪᠡᠳᠴᠢᠨ ᠬᠤᠷᠣᠬᠠᠢ ᠶᠢᠨ ᠬᠥᠨᠥᠭᠡᠯ ᠢ ᠬᠢᠨᠠᠨ ᠬᠡᠮᠵᠢᠬᠦ ᠰᠢᠰᠲ᠋ᠧᠮ ᠢ ᠪᠠᠶᠢᠭᠤᠯᠤᠨ ᠲᠡᠭᠦᠯᠳᠡᠷᠵᠢᠭᠦᠯᠵᠦ᠂ ᠡᠪᠡᠳᠴᠢᠨ ᠬᠤᠷᠣᠬᠠᠢ ᠶᠢᠨ ᠬᠥᠨᠥᠭᠡᠯ ᠢ ᠴᠠᠭ ᠲᠤᠬᠠᠢ ᠳᠤᠨᠢ ᠢᠯᠡᠷᠡᠭᠦᠯᠵᠦ᠂ ᠰᠡᠷᠭᠡᠶᠢᠯᠡᠨ ᠵᠠᠰᠠᠬᠤ ᠠᠵᠢᠯ ᠳᠤ ᠰᠢᠨᠵᠢᠯᠡᠬᠦ ᠤᠬᠠᠭᠠᠨᠴᠢ ᠦᠨᠳᠦᠰᠦᠯᠡᠯ ᠬᠠᠩᠭᠠᠨ᠎ᠠ᠃ ᠲᠥᠷᠥᠯᠬᠢ ᠳᠠᠶᠢᠰᠤᠨ᠂ ᠮᠢᠺᠷᠣᠪ ᠵᠡᠷᠭᠡ ᠠᠮᠢᠳᠤ ᠪᠣᠳᠠᠰ ᠤᠨ ᠠᠷᠭ᠎ᠠ ᠪᠠᠷ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ ᠶᠢᠨ ᠬᠠᠮᠲᠤ ᠪᠠᠰᠠ ᠬᠢᠮᠢ ᠶᠢᠨ ᠲᠠᠷᠢᠶᠠᠨ ᠡᠮ ᠢᠶᠠᠷ ᠰᠡᠷᠭᠡᠶᠢᠯᠡᠨ ᠵᠠᠰᠠᠵᠤ ᠪᠣᠯᠣᠨ᠎ᠠ᠃ ᠭᠡᠪᠡᠴᠦ ᠬᠡᠷᠡᠭᠯᠡᠬᠦ ᠠᠷᠭ᠎ᠠ ᠪᠠ ᠬᠡᠮᠵᠢᠶ᠎ᠡ ᠶᠢ ᠠᠩᠬᠠᠷᠴᠤ᠂ ᠲᠡᠵᠢᠭᠡᠯ ᠡᠪᠡᠰᠦ ᠪᠠ ᠣᠷᠴᠢᠨ ᠲᠣᠭᠤᠷᠢᠨ ᠳᠤ ᠮᠠᠭᠤ ᠨᠥᠯᠥᠭᠡ ᠪᠣᠯᠬᠤ ᠠᠴᠠ ᠵᠠᠶᠢᠯᠠᠰᠬᠢᠬᠦ ᠬᠡᠷᠡᠭᠲᠡᠢ᠃ ᠲᠠᠪᠤ᠂ ᠬᠤᠷᠢᠶᠠᠯᠲᠠ ᠶᠢᠨ ᠴᠠᠭ ᠬᠤᠭᠤᠴᠠᠭ᠎ᠠ ᠬᠤᠷᠢᠶᠠᠯᠲᠠ ᠶᠢᠨ ᠴᠠᠭ ᠬᠤᠭᠤᠴᠠᠭ᠎ᠠ ᠶᠢ ᠡᠵᠡᠮᠰᠢᠵᠦ᠂ ᠲᠡᠵᠢᠭᠡᠯ ᠡᠪᠡᠰᠦᠨ ᠤ ᠬᠤᠷᠢᠶᠠᠯᠲᠠ ᠶᠢᠨ ᠴᠠᠭ ᠬᠤᠭᠤᠴᠠᠭ᠎ᠠ ᠨᠢ ᠲᠡᠭᠦᠨ ᠤ ᠥᠰᠦᠯᠲᠡ ᠶᠢᠨ ᠱᠠᠲᠤ ᠦᠶ᠎ᠡ ᠪᠠ ᠬᠡᠷᠡᠭᠴᠡᠭᠡ ᠪᠠᠷ ᠲᠣᠭᠲᠠᠭᠠᠭᠳᠠᠨ᠎ᠠ᠃ ᠡᠩ ᠤᠨ ᠪᠠᠶᠢᠳᠠᠯ ᠳᠤ ᠠᠪᠴᠤ ᠬᠡᠯᠡᠪᠡᠯ᠂ ᠲᠡᠵᠢᠭᠡᠯ ᠡᠪᠡᠰᠦ ᠤᠷᠭᠤᠭᠠᠳ ᠬᠡᠷᠡᠭᠯᠡᠬᠦ ᠳᠤ ᠬᠠᠮᠤᠭ ᠤᠨ ᠲᠣᠬᠢᠷᠠᠮᠵᠢᠲᠠᠢ ᠪᠣᠯᠬᠤ ᠦᠶ᠎ᠡ ᠳᠤ᠂ ᠡᠰᠡᠬᠦᠯ᠎ᠡ ᠲᠡᠵᠢᠭᠡᠯ ᠡᠪᠡᠰᠦ ᠶᠢᠨ ᠴᠡᠴᠡᠭᠯᠡᠬᠦ ᠬᠤᠭᠤᠴᠠᠭᠠᠨ ᠳᠤ ᠬᠠᠮᠤᠭ ᠤᠨ ᠰᠠᠶᠢᠨ ᠬᠤᠷᠢᠶᠠᠯᠲᠠ ᠶᠢᠨ ᠴᠠᠭ ᠪᠣᠯᠣᠨ᠎ᠠ᠃ ᠡᠭᠦᠨ ᠤ ᠬᠠᠮᠲᠤ ᠲᠡᠵᠢᠭᠡᠯ ᠡᠪᠡᠰᠦᠨ ᠤ ᠪᠦᠷᠢᠨ ᠪᠦᠲᠦᠨ ᠴᠢᠨᠠᠷ ᠢ ᠪᠠᠲᠤᠯᠠᠬᠤ ᠶᠢ ᠠᠩᠬᠠᠷᠴᠤ᠂ ᠲᠡᠵᠢᠭᠡᠯ ᠡᠪᠡᠰᠦᠨ ᠤ ᠰᠢᠮ᠎ᠡ ᠲᠡᠵᠢᠭᠡᠯ ᠤᠨ ᠪᠦᠷᠢᠯᠳᠦᠭᠦᠨ ᠢ ᠡᠪᠳᠡᠬᠦ ᠠᠴᠠ ᠵᠠᠶᠢᠯᠠᠰᠬᠢᠬᠦ ᠬᠡᠷᠡᠭᠲᠡᠢ᠃  
 
ᠢᠷᠡᠯᠲᠡ᠄ ᠲᠥᠩᠯᠢᠶᠤᠤ ᠬᠤᠲᠠ ᠶᠢᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号